ГЭГЭЭН

МонголТолбо Монгол Бичгийн Фонт

 MT-Gegeen.otf    MT-Gegeen.zip Xувилбар 1.1 (04-20-2016)

ᠮᠣᠩᠭᠤᠯ ᠪᠢᠴᠢᠭ ᠤᠨ
《ᠭᠡᠭᠡᠨ》 ᠹᠣᠨᠲ

᠁ ᠂ ᠃ ᠄ ᠅ ᠆ ᠇ ᠈ ᠉ ᠊᠊ ⁉ ⁈
0123456789 ᠐᠑᠒᠓᠔᠕᠖᠗᠘᠙
 【】〈〉《》〖〗〘〙「」
ᠠᠠᠠ ᠡᠡᠡ ᠢᠢᠢ ᠣᠣᠣ ᠤᠤᠤ ᠥᠥᠥ ᠦᠦᠦ ᠧᠧᠧ ᠨᠨᠨ ᠩᠩ ᠪᠪᠪ ᠹᠹᠹ ᠬ᠋ᠬ᠋ᠬ ᠭ᠋ᠭ᠌ᠭ᠋ ᠯᠯᠯ ᠮᠮᠮ ᠰᠰᠰ ᠱᠱᠱ ᠳᠳᠳ ᠲᠲᠲ ᠴᠴᠴ ᠵᠵᠵ ᠶᠶᠶ ᠷᠷᠷ ᠸᠸᠸ ᠫᠫᠫ ᠺᠺᠺ ᠻᠻᠻ ᠼᠼᠼ ᠽᠽᠽ ᠾᠾᠾ ᠿᠿᠿ ᡀᡀᡀ ᡁᠾᠾ ᡂᡂᡂ᠃

ᠳᠡᠰᠢᠳᠣᠷᠵᠢ ᠶᠢᠨ ᠨᠠᠴᠤᠭᠳᠥᠷᠵᠢ

ᠮᠢᠨᠤ ᠨᠤᠲᠤᠭ

ᠬᠡᠨᠲᠡᠢ᠂ ᠬᠠᠩᠭᠠᠢ᠂ ᠰᠢᠶᠠᠨ ᠤ ᠦᠨᠳᠦᠷ ᠰᠠᠢᠢᠬᠠᠨ ᠨᠢᠷᠤᠭᠤ ᠨᠤᠭᠤᠳ
ᠬᠣᠢᠢᠳᠤ ᠵᠦᠭ ᠦᠨ ᠴᠢᠮᠡᠭ ᠪᠣᠯᠣᠭᠰᠠᠨ ᠣᠢ ᠬᠦᠪᠴᠢᠨ ᠠᠭᠤᠯᠠ ᠨᠤᠭᠤᠳ᠂
ᠮᠡᠨᠡᠨ᠂ ᠰᠢᠷᠭ᠎ᠠ᠂ ᠨᠣᠮᠢᠨ ᠤ ᠦᠷᠭᠡᠨ ᠶᠡᠬᠡ ᠭᠣᠪᠢ ᠨᠤᠭᠤᠳ
ᠡᠮᠦᠨ᠎ᠠ ᠵᠦᠭ ᠤᠨ ᠮᠠᠩᠯᠠᠢ ᠪᠣᠯᠣᠭᠰᠠᠨ ᠡᠯᠡᠰᠦᠨ ᠮᠠᠩᠬᠠᠨ ᠳᠠᠯᠠᠢ ᠨᠣᠭᠣᠳ᠂

 ᠡᠨᠡ ᠪᠣᠯ ᠮᠢᠨᠥ ᠲᠦᠷᠦᠭᠰᠡᠨ ᠨᠤᠲᠤᠭ
 ᠮᠤᠩᠭᠤᠯ ᠤᠨ ᠰᠠᠢᠢᠬᠠᠨ ᠤᠷᠤᠨ᠃

ᠬᠡᠷᠦᠯᠦᠨ᠂ ᠣᠨᠣᠨ᠂ ᠲᠣᠣᠯᠠ ᠶᠢᠨ ᠲᠤᠩᠭᠠᠯᠠᠭ ᠠᠷᠢᠭᠤᠨ ᠮᠦᠷᠡᠨ ᠨᠣᠭᠦᠳ
ᠬᠣᠲᠠᠯᠠ ᠣᠯᠠᠨ ᠤ ᠡᠮ ᠪᠣᠯᠣᠭᠰᠠᠨ ᠭᠣᠷᠣᠬ᠎ᠠ ᠪᠤᠯᠠᠭ ᠷᠠᠰᠢᠶᠡᠨ ᠨᠣᠭᠣᠳ
ᠬᠦᠪᠰᠦᠭᠦᠯ᠂ ᠤᠪᠰᠤ᠂ ᠪᠤᠢᠢᠷ ᠤᠨ ᠭᠦᠨ ᠴᠡᠩᠬᠡᠷ ᠨᠠᠭᠤᠷ ᠦᠳ
ᠬᠦᠮᠦᠨ ᠮᠠᠯ ᠤᠨ ᠤᠮᠳᠠᠭ᠎ᠠ ᠪᠤᠯᠤᠭᠰᠠᠨ ᠲᠤᠭᠤᠷᠢᠮ ᠪᠦᠷᠢᠳᠦ ᠤᠰᠤ ᠨᠣᠭᠣᠳ

 ᠡᠨᠡ ᠪᠣᠯ ᠮᠢᠨᠥ ᠲᠦᠷᠦᠭᠰᠡᠨ ᠨᠤᠲᠤᠭ
 ᠮᠤᠩᠭᠤᠯ ᠤᠨ ᠰᠠᠢᠢᠬᠠᠨ ᠤᠷᠤᠨ᠃

ᠣᠷᠬᠤᠨ᠂ ᠰᠡᠯᠡᠩᠭᠡ᠂ ᠬᠦᠬᠦᠢ ᠶᠢᠨ ᠣᠨᠴᠠ ᠰᠠᠢᠢᠬᠠᠨ ᠭᠣᠣᠯ ᠦᠳ
ᠠᠭᠤᠷᠬᠠᠢ ᠪᠠᠶᠠᠯᠢᠭ ᠤᠨ ᠣᠬᠢ ᠣᠯᠠᠨ ᠠᠭᠣᠯᠠ ᠳᠠᠪᠠᠭ᠎ᠠ ᠨᠣᠭᠣᠳ
ᠬᠠᠭᠤᠴᠢᠨ ᠬᠦᠰᠢᠢ᠎ᠡ ᠳᠤᠷᠠᠰᠬᠠᠯ ᠬᠣᠲᠠ ᠪᠠᠯᠭᠠᠳ ᠤᠨ ᠰᠠᠭᠤᠷᠢᠨ ᠨᠣᠭᠣᠳ
ᠬᠣᠯᠠ ᠭᠠᠵᠠᠷ᠎ ᠣᠳᠣᠭᠰᠠᠨ ᠬᠠᠷᠭᠤᠢ ᠳᠠᠷᠳᠠᠩ ᠵᠠᠮ ᠦᠳ

 ᠡᠨᠡ ᠪᠣᠯ ᠮᠢᠨᠥ ᠲᠦᠷᠦᠭᠰᠡᠨ ᠨᠤᠲᠤᠭ
 ᠮᠤᠩᠭᠤᠯ ᠤᠨ ᠰᠠᠢᠢᠬᠠᠨ ᠤᠷᠤᠨ᠃

ᠬᠣᠯᠠᠬᠢ ᠭᠠᠵᠠᠷ ᠡᠴᠡ ᠬᠢᠯᠠᠯᠵᠠᠭᠰᠠᠨ ᠴᠠᠰᠤᠲᠤ ᠦᠨᠳᠦᠷ ᠬᠠᠢᠢᠷᠬᠠᠨ ᠨᠤᠭᠤᠳ
ᠬᠦᠬᠡ ᠲᠩᠷᠢ ᠴᠡᠯᠮᠡᠭᠰᠡᠨ ᠬᠦᠳᠡᠭᠡ ᠭᠡᠭᠡᠷ᠎ᠡ ᠴᠠᠢᠢᠳᠠᠮ ᠦᠳ
ᠬᠤᠯᠠ ᠶᠢᠨ ᠪᠡᠷ᠎ᠠ ᠬᠠᠷᠠᠭᠳᠠᠭᠰᠠᠨ ᠨᠤᠶᠠᠨ ᠱᠤᠪᠬᠤ ᠰᠠᠷᠢᠳᠠᠭ ᠦᠳ
ᠬᠦᠮᠦᠨ ᠦ ᠰᠡᠳᠬᠢᠯ ᠲᠡᠨᠢᠢᠭᠰᠡᠨ ᠠᠭᠤᠳᠠᠮ ᠠᠮᠢᠰᠬᠤᠯᠲᠤ ᠲᠠᠯ᠎ᠠ ᠨᠤᠭᠤᠳ

 ᠡᠨᠡ ᠪᠣᠯ ᠮᠢᠨᠥ ᠲᠦᠷᠦᠭᠰᠡᠨ ᠨᠤᠲᠤᠭ
 ᠮᠤᠩᠭᠤᠯ ᠤᠨ ᠰᠠᠢᠢᠬᠠᠨ ᠤᠷᠤᠨ᠃

ᠬᠠᠩᠭᠠᠢ ᠭᠤᠪᠢ ᠶᠢᠨ ᠬᠤᠭᠤᠷᠤᠨᠳᠤ ᠬᠠᠯᠬ᠎᠎ᠠ ᠶᠢᠨ ᠠᠭᠤᠳᠠᠮ ᠨᠣᠲᠣᠭ
ᠬᠠᠷ᠎ᠠ ᠪᠠᠭ᠎ᠠ ᠨᠠᠰᠤᠨ ᠡᠴᠡ ᠪᠠᠨ ᠬᠦᠨᠳᠡᠯᠡᠨ ᠭᠤᠯᠳᠤ ᠳᠠᠪᠬᠢᠭᠰᠠᠨ ᠭᠠᠵᠠᠷ
ᠬᠦᠷᠦᠭᠡᠰᠦ ᠠᠷᠢᠶᠠᠲᠠᠨ ᠠᠪᠠᠯᠠᠭᠰᠠᠨ ᠤᠷᠲᠤ ᠤᠷᠲᠤ ᠰᠢᠯᠢ ᠨᠣᠭᠦᠳ
ᠬᠦᠯᠦᠭ ᠮᠣᠷᠢ ᠤᠷᠤᠯᠳᠤᠭᠰᠠᠨ ᠬᠦᠨᠲᠡᠢ ᠰᠠᠢᠢᠬᠠᠨ ᠬᠣᠭᠤᠯᠠᠢ ᠨᠤᠭᠤᠳ

 ᠡᠨᠡ ᠪᠣᠯ ᠮᠢᠨᠥ ᠲᠦᠷᠦᠭᠰᠡᠨ ᠨᠤᠲᠤᠭ
 ᠮᠤᠩᠭᠤᠯ ᠤᠨ ᠰᠠᠢᠢᠬᠠᠨ ᠤᠷᠤᠨ᠃

ᠰᠠᠯᠬᠢᠨ ᠦ ᠦᠵᠦᠭᠦᠷ ᠲᠦ ᠨᠠᠢᠢᠭᠤᠭᠰᠠᠨ ᠰᠤᠷᠭᠤᠭ ᠨᠠᠷᠢᠨ ᠨᠤᠭᠤᠭ᠎ᠠ ᠲᠠᠢ
ᠰᠠᠷᠠᠭᠤᠯ ᠲᠠᠯ᠎ᠠ ᠳᠥ ᠢᠷᠡᠯᠵᠠᠭᠰᠠᠨ ᠰᠣᠨᠢᠨ ᠶᠠᠩᠵᠤ ᠶᠢᠨ ᠵᠡᠷᠭᠡᠯᠭᠡ ᠲᠡᠢ
ᠰᠠᠢᠢᠨ ᠡᠷᠡᠰ ᠴᠣᠭᠯᠠᠷᠠᠭᠰᠠᠨ ᠪᠠᠢᠢᠴᠠ ᠪᠡᠷᠬᠡ ᠭᠠᠵᠠᠷ ᠲᠠᠢ
ᠰᠦᠯᠳᠡ ᠲᠠᠬᠢᠯᠠᠭ᠎ᠠ ᠤᠯᠠᠷᠢᠭᠰᠠᠨ ᠰᠦᠮᠪᠦᠷ ᠶᠡᠬᠡ ᠣᠪᠣᠭ᠎ᠠ ᠲᠠᠢ

 ᠡᠨᠡ ᠪᠣᠯ ᠮᠢᠨᠥ ᠲᠦᠷᠦᠭᠰᠡᠨ ᠨᠤᠲᠤᠭ
 ᠮᠤᠩᠭᠤᠯ ᠤᠨ ᠰᠠᠢᠢᠬᠠᠨ ᠤᠷᠤᠨ᠃

ᠨᠠᠷᠢᠨ ᠡᠪᠡᠰᠦ ᠣᠷᠭᠣᠭᠰᠠᠨ ᠮᠠᠯ ᠤᠨ ᠰᠠᠢᠢᠬᠠᠨ ᠪᠡᠯᠴᠢᠭᠡᠷ ᠲᠡᠢ
ᠨᠠᠰᠢ ᠴᠠᠰᠢ ᠰᠦᠯᠵᠢᠭᠰᠡᠨ ᠲᠡᠨᠢᠭᠡᠷ ᠰᠠᠢᠢᠬᠠᠨ ᠨᠢᠷᠤᠭᠤ ᠲᠠᠢ
ᠳᠦᠷᠪᠡᠨ ᠴᠠᠭ ᠤᠨ ᠤᠯᠠᠷᠢᠯ ᠳᠦ ᠳᠤᠷ᠎ᠠ ᠪᠠᠷ᠎ ᠢᠶᠡᠨ ᠨᠡᠭᠦᠭᠦ ᠨᠤᠲᠤᠭ ᠲᠠᠢ
ᠲᠠᠪᠤᠨ ᠵᠦᠢᠯ ᠤᠨ ᠲᠠᠷᠢᠶᠠᠨ ᠤ ᠬᠦᠷᠦᠰᠦ ᠰᠢᠷᠤᠢ ᠭᠠᠵᠠᠷ ᠲᠠᠢ

 ᠡᠨᠡ ᠪᠣᠯ ᠮᠢᠨᠥ ᠲᠦᠷᠦᠭᠰᠡᠨ ᠨᠤᠲᠤᠭ
 ᠮᠤᠩᠭᠤᠯ ᠤᠨ ᠰᠠᠢᠢᠬᠠᠨ ᠤᠷᠤᠨ᠃

ᠦᠯᠦᠭᠡᠢ ᠰᠠᠢᠢᠬᠠᠨ ᠠᠭᠤᠯᠠᠨ ᠳᠤ ᠡᠪᠦᠭᠡᠳ ᠢ ᠲᠠᠯᠪᠢᠭᠰᠠᠨ ᠭᠠᠵᠠᠷ
ᠦᠷ᠎ᠠ ᠠᠴᠢ ᠬᠡᠦᠬᠡᠳ ᠤᠨ ᠦᠷᠡᠵᠢᠵᠦ ᠦᠰᠦᠭᠰᠡᠨ ᠣᠷᠣᠨ
ᠲᠠᠪᠦᠨ ᠬᠣᠰᠢᠭᠤ ᠮᠠᠯ ᠲᠦᠭᠦᠷᠡᠩ ᠪᠡᠯᠴᠢᠭᠰᠡᠨ ᠨᠣᠲᠣᠭ
ᠮᠣᠩᠭᠤᠯ ᠬᠦᠮᠦᠨ ᠪᠢᠳᠡᠨ ᠦ ᠰᠡᠳᠬᠢᠯ ᠢ ᠰᠣᠷᠣᠭᠰᠠᠨ ᠣᠷᠣᠨ

 ᠡᠨᠡ ᠪᠣᠯ ᠮᠢᠨᠥ ᠲᠦᠷᠦᠭᠰᠡᠨ ᠨᠤᠲᠤᠭ
 ᠮᠤᠩᠭᠤᠯ ᠤᠨ ᠰᠠᠢᠢᠬᠠᠨ ᠤᠷᠤᠨ᠃

ᠡᠪᠦᠯ ᠤᠨ ᠲᠠᠰᠬᠢᠮ᠎ᠠ ᠴᠠᠭ ᠲᠦ ᠴᠠᠰᠦ ᠮᠦᠰᠦᠨ ᠪᠦᠷᠭᠦᠭᠡᠳ
ᠪᠣᠯᠣᠷ ᠰᠢᠯ ᠤᠨ ᠦᠩᠭᠡ ᠬᠢᠯᠳᠤᠬᠡᠨᠠᠵᠦ ᠭᠢᠯᠠᠯᠵᠠᠭᠰᠠᠨ ᠣᠷᠣᠨ᠂
ᠵᠤᠨ ᠦ ᠨᠠᠢᠢᠷ ᠲᠠᠢ ᠣᠯᠠᠷᠢᠯ ᠳᠥ ᠴᠡᠴᠡᠭ ᠨᠠᠪᠴᠢ ᠳᠡᠯᠭᠡᠷᠡᠭᠡᠳ
ᠵᠢᠭᠦᠷᠲᠡᠨ ᠰᠢᠪᠠᠭᠤ ᠬᠤᠯᠠ ᠡᠴᠡ ᠭᠠᠩᠭᠠᠷ ᠭᠤᠩᠭᠠᠷ ᠳᠣᠩᠭᠤᠳᠤᠭᠰᠠᠨ ᠣᠷᠣᠨ᠂

 ᠡᠨᠡ ᠪᠣᠯ ᠮᠢᠨᠥ ᠲᠦᠷᠦᠭᠰᠡᠨ ᠨᠤᠲᠤᠭ
 ᠮᠤᠩᠭᠤᠯ ᠤᠨ ᠰᠠᠢᠢᠬᠠᠨ ᠤᠷᠤᠨ᠃

ᠠᠯᠳᠠᠢ ᠬᠢᠩᠭᠠᠨ ᠦ ᠵᠠᠪᠰᠠᠷ ᠠᠲᠠᠷ ᠪᠠᠶᠠᠯᠢᠭ ᠣᠷᠣᠨ
ᠠᠪᠦ ᠡᠵᠢ ᠶᠢᠨ ᠮᠢᠨᠢ ᠣᠷᠣᠰᠢᠭᠰᠠᠨ ᠠᠰᠢᠳᠠ ᠶᠢᠨ ᠵᠠᠶᠠᠭᠠᠭᠰᠠᠨ ᠨᠣᠲᠣᠭ
ᠠᠯᠲᠠᠨ ᠨᠠᠷᠠᠨ ᠦ ᠲᠣᠶᠠᠭᠠᠨ ᠳᠦ ᠡᠩᠬᠡᠵᠢᠨ ᠲᠣᠭᠲᠠᠭᠰᠠᠨ ᠣᠷᠣᠨ
ᠮᠦᠩᠭᠦᠨ ᠰᠠᠷᠠᠨ ᠦ ᠭᠡᠷᠡᠯ ᠳᠦ ᠮᠦᠩᠭᠡᠵᠢᠨ ᠬᠢᠯᠠᠯᠵᠠᠭᠰᠠᠨ ᠭᠠᠵᠠᠷ

 ᠡᠨᠡ ᠪᠣᠯ ᠮᠢᠨᠥ ᠲᠦᠷᠦᠭᠰᠡᠨ ᠨᠤᠲᠤᠭ
 ᠮᠤᠩᠭᠤᠯ ᠤᠨ ᠰᠠᠢᠢᠬᠠᠨ ᠤᠷᠤᠨ᠃

ᠾᠦᠩᠨᠦ ᠰᠢᠶᠦᠩᠨᠦ ᠶᠢᠨ ᠦᠶ᠎ᠡ ᠡᠴᠡ ᠬᠦᠭᠰᠢᠳ ᠡᠪᠦᠭᠡᠳ ᠤᠨ ᠮᠢᠨᠢ ᠨᠣᠲᠣᠭ
ᠬᠦᠮᠦᠨ ᠠᠷᠠᠳ ᠪᠢᠳᠡᠨ ᠦ ᠬᠠᠢᠢᠷ᠎ᠠ ᠶᠢ ᠪᠤᠯᠢᠶᠠᠭᠰᠠᠨ ᠣᠷᠣᠨ
ᠣᠨ ᠣᠨ ᠳᠤ ᠢᠳᠡᠭᠡᠰᠢᠵᠦ ᠣᠯᠠᠨ ᠵᠢᠯ ᠳᠦ ᠲᠠᠰᠣᠭᠰᠠᠨ ᠨᠣᠲᠣᠭ
ᠣᠳᠤ ᠶᠢᠨ ᠰᠢᠨ᠎ᠠ ᠮᠣᠩᠭᠤᠯ ᠤᠨ ᠣᠯᠠᠭᠠᠨ ᠲᠣᠭ ᠪᠦᠷᠬᠦᠭᠰᠡᠨ ᠣᠷᠣᠨ

 ᠡᠨᠡ ᠪᠣᠯ ᠮᠢᠨᠥ ᠲᠦᠷᠦᠭᠰᠡᠨ ᠨᠤᠲᠤᠭ
 ᠮᠤᠩᠭᠤᠯ ᠤᠨ ᠰᠠᠢᠢᠬᠠᠨ ᠤᠷᠤᠨ᠃

ᠦᠰᠦᠭᠰᠦᠨ ᠲᠦᠷᠦᠭᠰᠡᠨ ᠪᠢᠳᠡᠨ ᠦ ᠦᠨᠳᠦᠰᠦᠨ ᠦ ᠬᠠᠢᠢᠷᠠᠲᠠᠢ ᠨᠣᠲᠣᠭ
ᠦᠩᠭᠡᠯᠵᠡᠭᠴᠢ ᠳᠠᠢᠢᠰᠤᠨ ᠢᠷᠡᠪᠡᠯ ᠦᠳᠲᠡᠷ ᠢᠰᠬᠦᠯᠦᠨ ᠬᠦᠭᠡᠭᠡᠨ᠎ᠠ᠃
ᠬᠤᠪᠢ ᠲᠠᠢ ᠡᠨᠡ ᠤᠷᠤᠨ  ᠳᠠᠭᠠᠨ ᠬᠣᠪᠢᠰᠬᠠᠯᠲᠤ ᠤᠯᠤᠰ ᠢᠶᠠᠨ ᠮᠠᠨᠳᠤᠭᠤᠯᠵᠦ
ᠬᠤᠢᠢᠴᠢ ᠶᠢᠨ ᠰᠢᠨ᠎ᠡ ᠶᠢᠷᠲᠢᠨᠴᠦ ᠳᠡᠭᠡᠷ᠎ᠡ ᠬᠦᠨᠳᠦᠳᠦ ᠭᠠᠪᠢᠶ᠎ᠠ ᠶᠢ ᠪᠠᠢᠢᠭᠤᠯᠤᠢ᠎᠎ᠠ᠃

 ᠡᠨᠡ ᠪᠣᠯ ᠮᠢᠨᠥ ᠲᠦᠷᠦᠭᠰᠡᠨ ᠨᠤᠲᠤᠭ
 ᠮᠤᠩᠭᠤᠯ ᠤᠨ ᠰᠠᠢᠢᠬᠠᠨ ᠤᠷᠤᠨ᠃

ᠮᠣᠩᠭᠤᠯ ᠭᠡᠳᠡᠭ ᠨᠢᠭᠡ ᠨᠡᠷ᠎ᠡ ᠶᠢᠷᠲᠢᠨᠴᠦ ᠶᠢᠨ ᠴᠢᠬᠢᠨ᠎ᠡ ᠳᠤᠷᠠᠰᠬᠠᠯ ᠲᠠᠶ
ᠮᠣᠩᠭᠤᠯ ᠤᠨ ᠲᠦᠯᠦᠭᠡ ᠭᠡᠳᠡᠭ ᠰᠠᠨᠠᠭ᠎ᠠ ᠪᠢᠳᠡᠨ ᠦ ᠵᠢᠷᠦᠬᠡᠨ ᠳᠦ ᠬᠣᠯᠪᠣᠭ᠎ᠠ ᠲᠠᠢ
ᠦᠰᠬᠦ ᠡᠴᠡ ᠰᠣᠷᠣᠭᠰᠠᠨ ᠦᠨᠳᠦᠰᠦᠨ ᠬᠡᠯᠡ ᠮᠠᠷᠲᠠᠵᠦ ᠪᠤᠯᠤᠰᠢ ᠦᠭᠡᠢ ᠰᠤᠶᠤᠯ
ᠦᠬᠦᠳᠡᠯ᠎ᠡ ᠤᠷᠤᠰᠢᠬᠤ ᠲᠦᠷᠦᠯᠬᠢ ᠨᠣᠲᠣᠭ ᠰᠠᠯᠵᠦ ᠪᠤᠯᠤᠰᠢ ᠦᠭᠡᠢ ᠣᠷᠣᠨ᠃

 ᠡᠨᠡ ᠪᠣᠯ ᠮᠢᠨᠥ ᠲᠦᠷᠦᠭᠰᠡᠨ ᠨᠤᠲᠤᠭ
 ᠮᠤᠩᠭᠤᠯ ᠤᠨ ᠰᠠᠢᠢᠬᠠᠨ ᠤᠷᠤᠨ᠃

Энгийн гаргацтай шинэ загвар фонт

Мэргэжлийн өндөр түвшинд хийгдсэн хэвлэл дэлгэцийн дезайн шаардлага хангасан бичмэл загвартай монгол бичгийн фонт бүтээхийг зорив. Энэ фонт бол монгол бичгийн гар бичмэл загварын зурлага, хийцийн ерөнхий бүтцийг тогтоох, үсэг хоорондын зайг зөв тооцоолох нөгөө талаар судалгааны бүтээл, нүсэр олон цагийн хөдөлмөрийн үр дүн юм. Цаашид уг фонтын загвар технологийн дагуу олон сайхан бичмэл фонтууд мэндлэх нь дамжиггүй.

Responsive image

ᠳ᠂ ᠨᠠᠮᠰᠠᠷᠠᠶ

ᠵᠠᠮᠤᠬ᠎ᠠ ᠶᠢᠨ ᠥᠴᠢᠯ

 ᠥᠭᠦᠯᠡᠯᠭᠡ 1995 ᠣᠨ

ᠨᠠᠶᠮᠠᠨ ᠵᠠᠭᠤᠨ ᠤ ᠲᠡᠷᠡᠲᠡᠭᠡᠬᠢ ᠵᠠᠮᠤᠬ᠎ᠠ ᠶᠢᠨ ᠱᠠᠷᠢᠯ ᠳᠡᠭᠡᠭᠦᠷ ᠥᠨᠦᠳᠦᠷ ᠲᠠᠯ᠎ᠠ ᠶᠢᠨ ᠪᠣᠯᠵᠤᠮᠤᠷ ᠵᠢᠷᠭᠢᠵᠦ ᠡᠬᠡ ᠨᠤᠲᠤᠭ ᠤᠨ ᠨᠣᠶᠠᠨ ᠰᠠᠯᠬᠢᠨ᠎ᠠ ᠭᠤᠳᠤᠶᠢᠭᠰᠠᠨ ᠬᠢᠯᠭᠠᠨ᠎ᠠ ᠶᠢᠨ ᠲᠤᠯᠤᠭᠠᠶ ᠭᠠᠰᠢᠭᠤᠳᠠᠯᠲᠠᠶ᠎ᠠ ᠪᠥᠬᠦᠯᠵᠡᠨ᠎ᠡ᠃ ᠲᠡᠷᠡ ᠭᠠᠵᠠᠷ ᠤᠨ ᠴᠡᠭᠡᠵᠢ ᠶᠢ ᠠᠨᠢᠷᠳᠠᠨ ᠴᠢᠩᠨᠠᠪᠠᠰᠤ ᠮᠣᠩᠭᠤᠯ ᠡᠷᠡᠰ ᠦᠨ ᠨᠥᠬᠦᠷᠯᠡᠯ᠂ ᠭᠤᠨᠢᠭᠲᠤ ᠬᠠᠭᠠᠴᠠᠯ  ᠤᠨ ᠲᠤᠬᠠᠶ ᠡᠮᠭᠡᠨᠢᠯᠲᠦ ᠲᠡᠦᠬᠡ ᠶᠢ ᠥᠭᠦᠯᠡᠨ᠎ᠡ᠃ ᠣᠯᠠᠨ ᠠᠶᠢᠮᠠᠭ ᠤᠨ ᠴᠢᠰᠤᠲᠤ ᠲᠡᠮᠡᠴᠡᠯ ᠲᠠᠯ᠎ᠠ ᠶᠢᠨ ᠢᠵᠠᠭᠤᠷᠲᠠᠨ ᠨᠤᠭᠤᠳ ᠤᠨ ᠥᠷᠢᠰᠦᠯᠳᠦᠭᠡᠨ ᠲᠡᠮᠦᠵᠢᠨ ᠦ ᠢᠯᠠᠯᠲᠠ ᠪᠠᠷ ᠲᠡᠭᠦᠰᠴᠦ ᠪᠠᠶᠢᠭᠰᠠᠨ ᠲᠡᠷᠡ ᠵᠢᠯ᠁ ᠬᠠᠭᠠᠨ ᠵᠠᠮᠤᠬ᠎ᠠ ᠨᠥᠭᠦᠳ ᠲᠦᠷ ᠢᠶᠡᠨ ᠪᠠᠷᠢᠭᠳᠠᠭᠠᠳ ᠴᠢᠩᠭᠢᠰ ᠦᠨ ᠥᠷᠭᠦᠭᠡᠨ᠎ᠡ ᠬᠦᠷᠭᠡᠭᠳᠡᠵᠦ ᠢᠷᠡᠪᠡ᠃ ᠪᠣᠭᠳᠠ ᠡᠵᠡᠨ ᠳᠦᠷ ᠢᠶᠡᠨ ᠬᠠᠯᠳᠠᠭᠰᠠᠨ ᠪᠣᠭᠤᠯ ᠢᠷᠭᠡᠳ ᠢ ᠴᠢᠩᠭᠢᠰ ᠬᠠᠭᠠᠨ ᠡᠪᠡᠰᠦ ᠨᠣᠭᠤᠭ᠎ᠠ ᠬᠦᠷᠡᠩᠲᠦᠲᠡᠯ᠎ᠡ ᠴᠠᠭᠠᠵᠠᠯᠠᠵᠤ ᠵᠠᠮᠤᠬ᠎ᠠ ᠶᠢ ᠰᠤᠯᠠᠯᠠᠭᠠᠳ ᠥᠭᠦᠯᠡᠷᠦᠨ᠁

᠆ ᠡᠪ ᠡᠶ᠎ᠡ ᠡᠪᠳᠡᠷᠡᠯᠴᠡᠵᠦ ᠣᠯᠠᠨᠲᠠ ᠪᠤᠳᠤᠯᠢᠭᠰᠠᠨ ᠴᠤ ᠠᠮᠢ ᠶᠢ ᠴᠢᠨᠢ ᠬᠡᠯᠲᠦᠷᠢᠭᠦᠯᠦᠶ᠎ᠡ ᠬᠠᠭᠠᠨ ᠠᠨᠳᠠ ᠮᠢᠨᠢ᠂ ᠡᠭᠡᠨᠡᠭᠲᠡ ᠨᠥᠬᠦᠷᠯᠡᠯ ᠢᠶᠡᠨ ᠪᠠᠲᠤᠳᠬᠠᠵᠤ

᠆ ᠥᠨᠳᠦᠷ ᠶᠡᠬᠡ ᠬᠠᠭᠠᠨ ᠰᠠᠭᠤᠳᠠᠯ ᠳᠤᠷ ᠢᠶᠠᠨ ᠵᠠᠯᠠᠷᠠᠵᠤ᠂ ᠥᠷᠯᠦᠭ ᠶᠢᠰᠦᠨ ᠵᠠᠩᠵᠤᠨ ᠤ ᠴᠢᠨᠢ ᠲᠣᠭ᠎ᠠ ᠪᠦᠷᠢᠨ ᠪᠠᠶᠢᠬᠤ ᠳᠤᠷ ᠪᠢ ᠢᠯᠡᠭᠦᠳᠡᠬᠦ ᠪᠢᠵᠡ ᠡ ᠠᠨᠳᠠ ᠮᠢᠨᠢ᠃ ᠴᠢᠮᠠᠳᠤ ᠵᠠᠶ ᠲᠠᠯᠪᠢᠵᠤ ᠥᠭᠭᠦᠶ᠎ᠡ᠃

ᠦᠨᠳᠦᠰᠦ ᠮᠥᠴᠢᠷ ᠪᠥᠬᠡᠲᠡᠶ ᠬᠣᠷᠬᠤᠨᠠᠭ ᠤᠨ ᠰᠠᠭᠯᠠᠭᠠᠷ ᠮᠣᠳᠤ ᠰᠢᠭ ᠴᠡᠴᠡᠭᠯᠡᠨ ᠭᠠᠩᠬᠤᠵᠤ ᠶᠠᠪᠤᠭᠰᠠᠨ ᠶᠤᠮᠰᠠᠨ᠃ ᠦᠶᠯᠡ ᠶᠢᠨ ᠬᠣᠩᠭᠤᠷ ᠰᠠᠯᠬᠢ ᠶᠢ ᠮᠢᠨᠢ ᠶᠠᠮᠠᠷ ᠲᠩᠷᠢ ᠶᠢᠨ ᠵᠠᠶᠢᠷᠠᠩ ᠪᠥᠭᠡ ᠬᠥᠭᠡᠷᠭᠡᠳᠡᠭᠰᠡᠨ ᠢ ᠪᠦᠦ ᠮᠡᠳᠡ᠃ ᠠᠳᠬᠠᠭ ᠰᠠᠨᠠᠭᠠᠲᠤ ᠡᠮ᠎ᠡ ᠶᠢᠨ ᠦᠭᠡᠨ ᠳᠦᠷ ᠣᠷᠤᠵᠤ ᠠᠨᠳᠠᠭᠠᠶ ᠲᠠᠩᠭᠠᠷᠢᠭ ᠢᠶᠠᠨ ᠨᠢᠴᠤᠭᠰᠠᠨ ᠴᠠᠭ ᠠᠴᠠ ᠬᠣᠶᠢᠰᠢ ᠲᠠᠪᠢᠯᠠᠩ ᠵᠠᠶᠠᠭᠠᠨ ᠤ ᠬᠤᠪᠢ ᠵᠡᠷᠭᠡ ᠳᠦᠷ ᠤᠯᠠᠮ ᠪᠦᠷᠢ ᠰᠢᠬᠠᠭᠳᠠᠭᠰᠠᠭᠠᠷ ᠬᠠᠭᠠᠨ ᠠᠨᠳᠠ ᠴᠢᠨᠦ ᠡᠮᠦᠨ᠎ᠡ ᠬᠦᠷᠴᠦ ᠢᠷᠡᠯᠦᠭᠡ᠃ ᠠᠨᠳᠠ ᠮᠢᠨᠢ ᠴᠢ ᠪᠣᠯᠭᠤᠭᠠᠭᠲᠤᠨ᠃

ᠲᠩᠷᠢ ᠳᠦᠷ ᠬᠣᠤᠰ ᠨᠠᠷᠠᠨ ᠮᠠᠨᠳᠤᠪᠠᠯ ᠭᠠᠵᠠᠷ ᠭᠠᠩ ᠪᠣᠯᠵᠤ ᠭᠠᠯ ᠰᠢᠲᠠᠨ᠎ᠠ᠃ ᠮᠣᠩᠭᠤᠯ ᠳᠤᠷ ᠬᠣᠶᠠᠷ ᠬᠠᠭᠠᠨ ᠪᠠᠶᠢᠪᠠᠯ ᠳᠠᠵᠢᠨ ᠰᠠᠮᠠᠭᠤᠨ ᠲᠠᠰᠤᠷᠠᠬᠤ ᠦᠭᠡᠶ᠃ ᠣᠯᠠᠨ ᠳᠠᠶᠢᠨ ᠳᠤᠷ ᠣᠷᠤᠯᠴᠠᠨ ᠴᠢᠳᠠᠯ ᠬᠦᠴᠦᠨ ᠳᠦᠷ ᠢᠶᠡᠨ ᠡᠷᠳᠦᠵᠦ ᠶᠠᠪᠤᠭᠰᠠᠨ ᠢᠶᠠᠨ ᠰᠠᠨᠠᠬᠤ ᠳᠤᠷ ᠴᠢᠨᠦ ᠢᠯᠳᠦ ᠶᠢᠨ ᠳᠣᠤᠷ᠎ᠠ ᠶᠠᠪᠤᠵᠤ ᠪᠢ ᠬᠡᠵᠢᠶ᠎ᠡ ᠴᠦ ᠴᠢᠳᠠᠬᠤ ᠦᠭᠡᠶ᠃ ᠨᠢᠭᠡᠨᠲᠡ ᠳᠡᠶᠢᠯᠳᠡᠰᠢ ᠦᠭᠡᠶ ᠬᠦᠴᠦ ᠶᠢ ᠣᠯᠤᠭᠰᠠᠨ ᠠᠨᠳᠠ ᠴᠢ ᠮᠢᠨᠦ ᠵᠠᠷᠯᠢᠭ ᠤᠨ ᠳᠣᠤᠷ᠎ᠠ ᠶᠠᠪᠤᠬᠤ ᠶᠢ ᠪᠠᠰᠠ ᠲᠡᠪᠴᠢᠬᠦ ᠦᠭᠡᠶ᠃ ᠴᠢ ᠪᠣᠯ ᠲᠩᠷᠢ ᠶᠢᠨ ᠪᠥᠭᠡ᠂ ᠰᠢᠳᠠᠷ ᠪᠠᠭᠠᠲᠤᠷ ᠤᠳ ᠲᠤᠷ ᠢᠲᠡᠭᠡᠭᠳᠡᠭᠰᠡᠨ ᠴᠢᠩᠭᠢᠰ ᠬᠠᠭᠠᠨ᠃ ᠪᠢ ᠴᠢᠮ᠎ᠠ ᠲᠠᠶ ᠵᠡᠷᠭᠡᠴᠡᠵᠦ ᠡᠷᠭᠦᠭᠳᠡᠭᠰᠡᠨ ᠬᠠᠮᠤᠭ ᠮᠣᠩᠭᠤᠯ ᠢ ᠵᠠᠬᠢᠷᠬᠤ ᠭᠦᠷᠦ ᠬᠠᠭᠠᠨ ᠵᠠᠮᠤᠬ᠎ᠠ᠁

ᠥᠰᠬᠦ ᠨᠠᠰᠤᠨ ᠳᠤᠷ ᠢᠶᠠᠨ ᠣᠨᠤᠨ ᠤ ᠮᠥᠰᠦᠨ ᠳᠡᠭᠡᠷ᠎ᠡ ᠱᠠᠭᠠᠯᠴᠠᠨ ᠨᠠᠭᠠᠳᠴᠤ᠂ ᠡᠳᠦᠭᠡ ᠢᠳᠡᠷ ᠴᠠᠭ ᠲᠤᠷ ᠢᠶᠠᠨ ᠪᠦᠬᠦ ᠮᠣᠩᠭᠤᠯ ᠤᠨ ᠬᠤᠪᠢ ᠵᠠᠶᠠᠭᠠᠨ ᠳᠤᠷ ᠬᠣᠯᠪᠤᠭᠳᠠᠭᠰᠠᠨ ᠴᠢ ᠪᠢᠳᠡ ᠬᠣᠶᠠᠷ ᠨᠢᠭᠡ ᠨᠠᠷᠠᠨ ᠤ ᠳᠣᠤᠷ᠎ᠠ ᠪᠠᠭᠲᠠᠬᠤ ᠦᠭᠡᠶ ᠡ᠃ ᠤᠴᠢᠷ ᠡᠶᠢᠮᠦ ᠳᠦᠷ ᠬᠣᠶᠠᠷ ᠶᠡᠬᠡ ᠬᠠᠭᠠᠨ ᠬᠣᠶᠠᠷ ᠶᠡᠬᠡ ᠪᠠᠭᠠᠲᠤᠷ ᠬᠣᠶᠠᠷ ᠮᠣᠩᠭᠤᠯ ᠡᠷ᠎ᠡ ᠶᠢᠨ ᠶᠣᠰᠤᠭᠠᠷ ᠡᠨᠡ ᠬᠡᠷᠡᠭ ᠢ ᠨᠢᠭᠡ ᠲᠡᠶᠢᠰᠢ ᠪᠣᠯᠭᠠᠶ᠎ᠠ᠃ ᠬᠠᠭᠠᠨ ᠵᠠᠮᠤᠬ᠎ᠠ ᠶᠢᠨ ᠰᠤᠤ ᠠᠯᠳᠠᠷ ᠢ ᠳᠠᠶᠠᠭᠠᠷ ᠮᠣᠩᠭᠤᠯ ᠮᠡᠳᠡᠨ᠎ᠡ᠃ ᠡᠨᠡ ᠨᠡᠷ᠎ᠡ ᠰᠦᠷ ᠢᠶᠡᠷ ᠢᠶᠡᠨ ᠴᠢᠨᠦ ᠬᠠᠭᠠᠨ ᠠᠯᠳᠠᠷ ᠢ ᠥᠨᠳᠦᠷ ᠲᠦᠷ ᠡᠷᠭᠦᠭᠡᠳ ᠪᠢ ᠠᠮᠢ ᠪᠠᠨ ᠲᠡᠪᠴᠢᠶ᠎ᠡ᠃ ᠣᠯᠠᠨ ᠤ ᠰᠠᠨᠠᠭ᠎ᠠ ᠪᠦᠦ ᠬᠣᠶᠠᠷᠳᠠᠭ⁉ ᠥᠯᠮᠡᠶ ᠡᠪᠦᠳᠦᠭ ᠳᠣᠤᠷ᠎ᠠ ᠴᠢᠨᠢ ᠪᠢ ᠢᠪᠡᠵᠦ ᠥᠭᠭᠦᠶ᠎ᠡ ᠬᠠᠭᠠᠨ ᠠᠨᠳᠠ ᠮᠢᠨᠢ⁉ ᠴᠢᠨᠦ ᠨᠡᠷ᠎ᠡ ᠠᠭᠤᠳᠠᠮ ᠠᠤᠭ᠎ᠠ ᠪᠣᠯᠤᠭ᠃ ᠭᠦᠷᠦ ᠬᠠᠭᠠᠨ ᠵᠠᠮᠤᠬ᠎ᠠ ᠥᠪᠡᠷ ᠢᠶᠡᠨ ᠴᠢᠮᠠᠳᠤ ᠰᠥᠭᠦᠳᠦᠯᠦᠭᠡ ᠭᠡᠳᠡᠭ ᠢ ᠳᠤᠭᠤᠯᠤᠭᠠᠳ ᠬᠠᠮᠤᠭ ᠮᠣᠩᠭᠤᠯ᠂ ᠳᠥᠷᠪᠡᠨ ᠵᠦᠭ ᠨᠠᠶᠮᠠᠨ ᠵᠣᠪᠬᠢᠰ ᠲᠤᠷ ᠮᠢᠨᠤ ᠠᠯᠳᠠᠷ ᠤᠷᠢᠳ ᠬᠣᠵᠢᠳ ᠦᠵᠡᠭᠳᠡᠭᠡᠳᠦᠶ ᠪᠡᠷ ᠳᠠᠭᠤᠷᠢᠰᠬᠤ ᠪᠣᠯᠤᠨ᠎ᠠ᠃

ᠨᠢᠭᠡᠳᠦᠭᠰᠡᠨ ᠶᠡᠬᠡ ᠭᠦᠷᠦᠨ ᠢ ᠨᠢᠭᠡ ᠭᠠᠷ ᠲᠤᠷ ᠬᠤᠷᠢᠶᠠᠨ ᠵᠠᠬᠢᠷᠤᠭᠤᠯᠬᠤ ᠶᠢᠨ ᠲᠤᠯᠠᠳᠠ ᠨᠢᠭᠡ ᠢᠨᠦ ᠨᠥᠭᠴᠢᠵᠦ ᠨᠥᠭᠦᠭᠡ ᠢᠨᠦ ᠬᠠᠭᠠᠴᠠᠶ᠎ᠠ᠃ ᠶᠢᠰᠦᠨ ᠬᠥᠯᠲᠦ ᠴᠠᠭᠠᠨ ᠲᠤᠭ᠂ ᠳᠠᠶᠢᠨ ᠲᠤᠯᠤᠭᠠᠨ ᠤ ᠬᠠᠷ᠎ᠠ ᠰᠦᠯᠳᠡᠨ ᠳᠦᠷ ᠴᠢᠨᠢ ᠬᠣᠶᠠᠭᠤᠯᠠᠨ ᠳᠤᠷ ᠠᠨᠤ ᠰᠥᠭᠦᠳᠦᠨ ᠭᠤᠶᠤᠶ᠎ᠠ ᠬᠠᠭᠠᠨ ᠠᠨᠳᠠ ᠮᠢᠨᠢ⁉ ᠴᠢ ᠨᠠᠮᠠᠶ᠋ᠢ ᠥᠷᠦᠰᠢᠶᠡ⁉ ᠥᠷᠦᠰᠢᠶᠡᠬᠦ ᠳᠦᠷ ᠢᠶᠡᠨ ᠴᠠᠭᠠᠵᠠᠯᠠᠵᠤ ᠥᠷᠦᠰᠢᠶᠡ᠃ ᠪᠢ ᠴᠢᠮ᠎ᠠ ᠲᠠᠶ ᠨᠥᠭᠦᠷᠯᠡᠶ᠎ᠡ⁉ ᠨᠥᠭᠦᠷᠯᠡᠬᠦ ᠳᠦᠷ ᠢᠶᠡᠨ ᠦᠭᠦᠵᠦ ᠨᠥᠭᠦᠷᠯᠡᠶ᠎ᠡ⁉ ᠬᠦᠴᠦᠷᠬᠡᠭ ᠭᠦᠷᠦᠨ ᠥᠨᠢ ᠮᠥᠩᠬᠡ ᠣᠷᠤᠰᠢᠬᠤ ᠶᠢ ᠪᠡᠯᠭᠡᠳᠡᠵᠦ ᠬᠠᠭᠠᠨ ᠪᠡᠶ᠎ᠡ ᠪᠡᠷ ᠢᠶᠡᠨ ᠲᠤᠭ ᠰᠦᠯᠳᠡ ᠶᠢ ᠴᠢᠨᠢ ᠲᠠᠬᠢᠶ᠎ᠠ⁉ ᠡᠵᠡᠨᠲᠦ ᠤᠯᠤᠰ ᠤᠨ ᠲᠥᠯᠦᠭᠡ ᠮᠢᠨᠤ ᠡᠷᠭᠦᠬᠦ ᠥᠴᠦᠬᠡᠨ ᠡᠨᠡ ᠬᠤᠪᠢ ᠪᠠᠭᠠᠳᠠᠬᠤ ᠤᠴᠢᠷ ᠦᠭᠡᠶ ᠶᠢ ᠲᠩᠷᠢ ᠮᠡᠳᠡᠨ᠎ᠡ᠃ ᠣᠳᠤ ᠴᠢᠮᠠᠶ ᠳᠡᠶᠢᠯᠬᠦ ᠬᠦᠴᠦᠲᠡᠨ ᠭᠠᠵᠠᠷ ᠳᠡᠭᠡᠷ᠎ᠡ ᠦᠭᠡᠶ ᠡ⁉ ᠴᠢᠨᠦ ᠪᠠᠭᠠᠲᠤᠷ ᠴᠡᠷᠢᠭ ᠦᠳ ᠦᠨ ᠡᠮᠦᠨ᠎ᠡ ᠶᠠᠭᠤ ᠴᠤ ᠲᠡᠰᠦᠨ ᠲᠡᠪᠴᠢᠵᠦ ᠴᠢᠳᠠᠬᠤ ᠦᠭᠡᠶ᠃

ᠬᠠᠷᠢ ᠳᠠᠶᠢᠰᠤᠨ ᠬᠠᠳᠬᠤᠯᠳᠤᠬᠤ ᠶᠢ ᠰᠠᠨᠠᠭᠠᠷᠬᠠᠪᠠᠯ ᠮᠣᠩᠭᠤᠯ ᠴᠡᠷᠢᠭ ᠦᠨ ᠲᠠᠬᠢᠷ ᠰᠡᠯᠡᠮ᠎ᠡ ᠪᠡᠷ ᠳᠡᠯᠡᠬᠡᠶ ᠳᠠᠶᠢᠳᠤ ᠶᠢ ᠨᠤᠮᠤᠯᠠᠨ ᠬᠡᠮᠵᠢᠭᠲᠦᠨ⁉ ᠳᠣᠷᠤᠨ᠎ᠠ ᠵᠦᠭ ᠲᠦᠷ ᠨᠠᠷᠠ ᠬᠠᠮᠢᠭ᠎ᠠ ᠠᠴᠠ ᠮᠠᠨᠳᠤᠳᠠᠭ ᠢ ᠣᠴᠢᠵᠤ ᠦᠵᠡᠭᠲᠦᠨ⁉ ᠥᠷᠦᠨ᠎ᠡ ᠵᠦᠭ ᠲᠦᠷ ᠨᠠᠷᠠ ᠬᠠᠮᠢᠭ᠎ᠠ ᠰᠢᠩᠭᠡᠳᠡᠭ ᠢ ᠬᠦᠷᠴᠦ ᠮᠡᠳᠡᠭᠲᠦᠨ⁉

ᠪᠠᠰᠠ ᠶᠡᠬᠡ ᠲᠥᠷᠦ ᠡᠵᠡᠨᠲᠦ ᠭᠦᠷᠦᠨ ᠦ ᠬᠡᠷᠡᠭ ᠢ ᠡᠮᠡᠰ ᠦᠨ ᠢᠶᠡᠨ ᠦᠭᠡ ᠲᠡᠶ ᠬᠤᠳᠬᠤᠯᠳᠤᠨ ᠵᠥᠪᠰᠢᠭᠴᠢ ᠨᠠᠳᠠ ᠪᠠᠷ ᠲᠡᠭᠦᠰᠬᠡᠯ ᠪᠣᠯᠤᠭ⁉ ᠡᠨᠡ ᠮᠥᠴᠡ ᠡᠴᠡ ᠬᠣᠶᠢᠰᠢ ᠬᠠᠭᠠᠨ ᠵᠠᠮᠤᠬ᠎ᠠ ᠶᠢᠨ ᠠᠯᠳᠠᠷ᠂ ᠤᠷᠪᠠᠨ ᠲᠡᠷᠰᠯᠡᠭᠴᠢ ᠬᠡᠨ ᠢ ᠴᠦ ᠪᠣᠯᠪᠠ ᠲᠥᠷᠦ ᠶᠢᠨ ᠴᠡᠭᠡᠷᠯᠡᠯ ᠴᠠᠭᠠᠵᠠ ᠦᠯᠦ ᠲᠣᠭᠤᠷᠢᠬᠤ ᠶᠢᠨ ᠬᠠᠤᠯᠢ ᠪᠣᠯᠤᠭ⁉ ᠥᠴᠢᠬᠦ ᠥᠴᠢᠯ ᠮᠢᠨᠢ ᠭᠦᠶᠴᠡᠯᠦᠭᠡ᠃ ᠬᠠᠭᠠᠨ ᠠᠨᠳᠠ ᠮᠢᠨᠢ᠂ ᠥᠰᠢᠶ᠎ᠡ ᠬᠣᠷᠤᠰᠤᠯ ᠪᠤᠴᠠᠯᠤᠭᠰᠠᠨ ᠬᠠᠮᠤᠭ ᠤᠨ ᠪᠡᠷᠬᠡ ᠴᠠᠭ ᠲᠤᠷ ᠴᠤ ᠥᠭᠡᠯᠦᠨ ᠡᠭᠡ ᠶᠢᠨ ᠰᠦᠨ ᠴᠢᠰᠤ ᠦᠭᠡᠶ ᠪᠠᠶᠢᠭᠰᠠᠨ ᠢ ᠰᠠᠨᠠᠵᠤ ᠴᠢᠰᠤ ᠭᠠᠷᠭᠠᠯ ᠦᠭᠡᠶ ᠪᠡᠷ ᠨᠠᠮᠠᠶ᠋ᠢ ᠠᠯᠠᠭᠤᠯᠤᠭᠲᠤᠨ⁉⁉ ᠦᠳᠲᠡᠷ ᠲᠦᠷᠭᠡᠨ ᠲᠣᠨᠢᠯᠭᠠᠭᠲᠤᠨ⁉ ᠲᠡᠦᠬᠡ ᠶᠢᠨ ᠬᠦᠷᠳᠦ ᠰᠠᠭᠠᠳ ᠲᠣᠳᠬᠠᠷ ᠦᠭᠡᠶ ᠣᠷᠴᠢᠭ⁉ ᠭᠡᠪᠡᠶ᠃

ᠴᠢᠩᠭᠢᠰ ᠬᠠᠭᠠᠨ ᠬᠡᠰᠡᠭ ᠪᠣᠳᠤᠯᠭᠠᠰᠢᠷᠠᠭᠰᠠᠨ ᠢᠶᠠᠨ ᠲᠡᠷᠢᠭᠦᠨ ᠢᠶᠡᠨ ᠡᠷᠭᠦᠵᠦ ᠰᠢᠳᠠᠷ ᠬᠦᠮᠦᠰ ᠢᠶᠡᠨ ᠳᠠᠭᠤᠳᠠᠨ ᠵᠠᠷᠯᠢᠭ ᠪᠣᠯᠭᠠᠪᠠ᠃

ᠬᠠᠭᠠᠨ ᠴᠢᠩᠭᠢᠰ ᠦᠨ ᠵᠠᠷᠯᠢᠭ ᠪᠢᠰᠢ ᠭᠡᠳᠡᠭ ᠢ ᠮᠥᠩᠬᠡ ᠲᠩᠷᠢ ᠰᠣᠶᠤᠷᠬᠠᠲᠤᠭᠠᠶ⁉ ᠪᠠᠭᠠᠲᠤᠷ ᠵᠠᠮᠤᠬ᠎ᠠ ᠶᠢᠨ ᠰᠡᠭᠦᠯᠴᠢ ᠶᠢᠨ ᠥᠴᠢᠯ ᠭᠡᠷᠢᠶᠡᠰᠦ ᠶᠢ ᠪᠡᠶᠡᠯᠡᠭᠦᠯᠵᠦ ᠴᠢᠰᠤ ᠭᠠᠷᠭᠠᠯ ᠦᠭᠡᠶ ᠦᠬᠦᠭᠦᠯᠦᠭᠲᠦᠨ⁉ ᠠᠨᠳᠠ ᠳᠤᠷ ᠢᠶᠠᠨ ᠪᠡᠯᠡᠭᠯᠡᠭᠰᠡᠨ ᠠᠯᠲᠠᠨ ᠪᠦᠰᠡ ᠶᠢ ᠮᠢᠨᠢ ᠪᠦᠰᠡᠯᠡᠭᠦᠯᠵᠦ᠁ ᠠᠷᠭᠠᠮᠠᠭ ᠰᠠᠶᠢᠬᠠᠨ ᠬᠦᠯᠦᠭ ᠢᠶᠡᠷ ᠬᠠᠭᠠᠨ ᠵᠠᠮᠤᠬ᠎ᠠ ᠶᠢ ᠲᠠᠬᠢᠵᠤ᠂ ᠠᠭᠰᠠᠬᠤ ᠵᠡᠪᠰᠡᠭ ᠬᠣᠶᠠᠭ ᠳᠤᠭᠤᠯᠠᠭ᠎ᠠ ᠶᠢ ᠠᠨᠤ ᠠᠭᠰᠠᠭᠠᠨ ᠬᠦᠯᠦᠭ ᠪᠠᠭᠠᠲᠤᠷ ᠤᠨ ᠶᠣᠰᠤᠭᠠᠷ ᠣᠷᠤᠰᠢᠭᠤᠯᠤᠭᠲᠤᠨ⁉ ᠡᠷ᠎ᠡ ᠬᠦᠮᠦᠨ ᠨᠥᠭᠦᠷᠯᠡᠬᠦ ᠳᠦᠷ ᠬᠠᠳᠠ ᠴᠢᠯᠠᠭᠤ ᠬᠠᠶᠢᠯᠵᠤ ᠤᠷᠤᠰᠴᠤ ᠴᠤ ᠪᠣᠯᠳᠠᠭ ᠢ ᠡᠷ᠎ᠡ ᠬᠦᠮᠦᠨ ᠡᠪᠳᠡᠷᠡᠬᠦ ᠳᠦᠷ ᠬᠠᠨ ᠲᠩᠷᠢ ᠬᠠᠭᠠᠷᠠᠵᠤ ᠴᠤᠭᠤᠷᠠᠵᠤ ᠴᠤ ᠪᠣᠯᠳᠠᠭ ᠢ ᠲᠦᠮᠡᠨ ᠦᠶ᠎ᠡ ᠰᠠᠨᠠᠲᠤᠭᠠᠶ⁉ ᠡᠶᠢᠨᠬᠦ ᠠᠶᠢᠯᠠᠳᠤᠨ ᠡᠷᠭᠢᠬᠦ ᠳᠦᠷ ᠴᠢᠩᠭᠢᠰ ᠬᠠᠭᠠᠨ ᠤ ᠣᠪᠤ ᠲᠣᠪᠬᠠᠨ ᠪᠤᠭᠤᠷᠤᠯ ᠰᠠᠭᠤᠭᠰᠠᠨ ᠠᠷᠠᠮᠠᠭ ᠲᠠᠷᠠᠮᠠᠭ ᠰᠠᠬᠠᠯ ᠳᠡᠭᠡᠷ᠎ᠡ ᠨᠢᠯᠪᠤᠰᠤᠨ ᠳᠤᠰᠤᠯ ᠭᠢᠯᠲᠠᠭᠠᠨᠠᠪᠠ᠃

ᠬᠠᠭᠠᠳ ᠤᠨ ᠵᠠᠷᠯᠢᠭ ᠶᠣᠰᠤᠭᠠᠷ ᠪᠣᠯᠵᠤ᠂ ᠮᠥᠩᠬᠡ ᠲᠩᠷᠢ ᠶᠢᠨ ᠲᠠᠭᠠᠰᠢᠶᠠᠯ ᠳᠤᠷ ᠨᠡᠶᠢᠴᠡᠪᠡ᠃

᠁ᠨᠠᠶᠮᠠᠨ ᠵᠠᠭᠤᠨ ᠤ ᠲᠡᠷᠡᠲᠡᠭᠡᠬᠢ ᠵᠠᠮᠤᠬ᠎ᠠ ᠶᠢᠨ ᠱᠠᠷᠢᠯ ᠳᠡᠭᠡᠭᠦᠷ ᠡᠬᠡ ᠨᠤᠲᠤᠭ ᠤᠨ ᠨᠣᠶᠠᠨ ᠰᠠᠯᠬᠢ ᠭᠤᠨᠢᠭᠲᠠᠶᠢᠬᠠᠨ ᠬᠡᠰᠦᠭᠦᠯᠴᠢᠯᠡᠵᠦ ᠨᠥᠭᠦᠷ ᠦᠨ ᠲᠤᠬᠠᠶ ᠦᠭᠡᠰ ᠢ ᠬᠢᠯᠭᠠᠨ᠎ᠠ ᠶᠢᠨ ᠪᠤᠲᠠᠨ ᠳᠤᠷ ᠰᠢᠪᠡᠭᠡᠨᠡᠨ ᠡᠷᠢᠨ ᠵᠠᠭᠤᠨ ᠳᠤᠷ ᠢᠯᠡᠭᠡᠨ᠎ᠡ᠃

Гарын драйвер


Монгол бичгийн хөгжлийн тухай өгүүлэх mongoltolbo.com нэртэй блог нээж, гарын драйверын тухай нэлээд дэлгэрэнгүй тайлбарыг Гарын драйверын тухай маш хялбар нэртэй бичлэгт орууллаа, уншина уу.

Кирил байрлалтай гарын драйвер.


Кирил байрлалтай гарын загвар


  Татах Гарын драйвер (виндовс үйлдлийн систем)
Асуулт, Хариулт